ᠰᠣᠨᠢᠨ ᠮᠡᠳᠡᠭᠡ
《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯ ᠤᠨ ᠰᠠᠭᠤᠲᠠᠯ ᠤᠨ ᠬᠤᠷᠠᠯ ᠬᠤᠷᠠᠯᠲᠤᠪᠠ
2016.09.14 ᠲᠣᠰ ᠥᠷᠲᠡᠭᠡᠨ ᠦ ᠨᠠᠢᠷᠠᠭᠤᠯᠤᠭᠴᠢ

  

    5 ᠰᠠᠷ᠎ᠠ ᠶᠢᠨ  ᠳᠦᠷᠪᠡᠨ ᠦ ᠦᠳ᠋ᠡ ᠶᠢᠨ ᠬᠣᠢᠨ᠎ᠠ ᠳᠣᠯᠣᠳ᠋ᠣᠭᠠᠷ ᠬᠢᠴᠢᠶᠡᠯ ᠤᠨ ᠴᠠᠭ ᠱᠠᠳ᠋ᠣᠯᠢᠭ ᠭᠢᠴᠢᠶᠡᠯ ᠤᠨ ᠭᠡᠷ ᠲᠣ ᠂ 《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯ ᠤᠨ ᠰᠠᠭᠤᠲᠠᠯ ᠤᠨ ᠬᠤᠷᠠᠯ ᠬᠤᠷᠠᠯᠲᠤᠪᠠ ᠃ ᠬᠣᠷᠠᠯ ᠳ᠋ᠤ ᠪᠦᠭᠦ ᠪᠠᠭᠰᠢ ᠠᠵᠢᠯᠳ᠋ᠠᠨ ᠠᠵᠢᠯᠴᠢᠨ ᠣᠷᠣᠯᠴᠠᠵᠣ ᠂ ᠰᠣᠷᠭᠠᠭᠣᠯᠢ ᠶᠢᠨ ᠨᠠᠮ ᠤᠨ ᠡᠭᠦᠷ ᠤᠨ ᠳᠡᠳ᠋ ᠱᠦ᠋ᠵᠢ ᠦᠯᠵᠠᠢᠨ᠋ᠠᠷᠠᠨ ᠬᠣᠷᠠᠯ ᠢ ᠡᠷᠬᠢᠯᠡᠵᠡᠢ ᠃

   ᠬᠤᠷᠠᠯ ᠳ᠋ᠤ ᠳ᠋ᠠᠪᠠᠨ ᠦ ᠨᠢᠭᠡᠳ᠋ᠣᠭᠡᠷ ᠳᠣᠮᠳ᠋ᠠᠳ᠋ᠣ ᠰᠣᠷᠭᠠᠭᠣᠯᠢ ᠶᠢᠨ 《 < ᠨᠠᠮ ᠤᠨ ᠳᠦ᠋ᠷᠢᠮ ᠨᠠᠮ ᠤᠨ ᠳᠣᠭᠳ᠋ᠠᠭᠠᠯ ᠢ ᠰᠣᠷᠣᠯᠴᠠᠵᠣ ᠂ ᠰᠢᠷᠢᠰ ᠶᠠᠷᠢᠶ᠎ᠠ ᠶᠢ ᠰᠣᠷᠣᠯᠴᠠᠨ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ > ᠰᠤᠷᠤᠯᠴᠠᠯᠭ᠎ᠠ ᠬᠦᠮᠤᠵᠢᠯ  ᠤᠨ ᠠᠵᠢᠯᠯᠠᠭᠠᠨ ᠢ ᠦᠷᠨ᠋ᠢᠬᠦᠯᠬᠦ ᠲᠤᠬᠠᠢ ᠭᠡᠷᠡᠭᠵᠢᠬᠦᠯᠬᠦ ᠲᠦ᠋ᠰᠤᠯ 》 ᠢ᠋ ᠣᠩᠰᠢᠨ ᠨᠡᠢᠳ᠋ᠡᠯᠡᠪᠡ ᠃

   ᠰᠣᠷᠭᠠᠭᠣᠯᠢ ᠶᠢᠨ ᠨᠠᠮ ᠤᠨ ᠡᠭᠦᠷ ᠤᠨ ᠱᠦ᠋ᠵᠢ ᠂ ᠵᠠᠬᠢᠷᠣᠯ ᠰᠸᠸᠠᠩ 《 < ᠬᠣᠶᠠᠷ ᠢ ᠰᠣᠷᠣᠯᠴᠠᠵᠣ ᠂ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ > ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠢ ᠦᠷᠨ᠋ᠢᠭᠦᠯᠵᠣ ᠂ ᠬᠣᠰᠢᠭᠣᠴᠢ ᠳᠦ᠋ᠷᠢ ᠳᠦ᠋ᠷᠭᠦ ᠶᠢ ᠪᠣᠢ ᠪᠣᠯᠭᠠᠨ ᠂ ᠦᠪᠣᠷ ᠮᠣᠩᠭᠣᠯ ᠣᠷᠣᠨ ᠦ ᠳᠠᠭᠣᠷᠢᠶᠠᠯ ᠰᠣᠷᠭᠠᠭᠣᠯᠢ ᠶᠢ ᠪᠦᠭᠦ ᠳᠠᠯ᠎ᠠ ᠪᠠᠷ ᠪᠦᠳ᠋ᠣᠭᠡᠨ ᠪᠠᠢᠭᠣᠯᠬᠣ ᠶᠢᠨ ᠳᠦ᠋ᠯᠣᠭᠡ ᠴᠢᠷᠮᠠᠢᠨ ᠳᠡᠮᠡᠴᠡᠶ᠎ᠡ ︕ 》 ᠭᠡᠭᠦ ᠭᠠᠷᠴᠠᠭ ᠢᠶᠡᠷ ᠶᠡᠷᠢᠶ᠎ᠠ ᠳᠠᠯᠪᠢᠪᠠ ᠃

   ᠳᠡᠷᠡ ᠶᠡᠷᠢᠶᠠᠨ ᠳ᠋ᠤ ᠪᠡᠨ ᠂ 《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠦ ᠴᠢᠬᠣᠯᠠ ᠴᠢᠨ᠋ᠠᠷ ᠢ ᠳᠠᠨ᠋ᠢᠬᠣ ᠭᠡᠷᠡᠭ᠍ᠳ᠋ᠡᠢ ᠃ 《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠢ ᠦᠷᠨ᠋ᠢᠬᠦᠯᠬᠦ ᠪᠤᠯ ᠨᠠᠮ ᠤᠨ ᠭᠡᠰᠢᠭᠦᠨ ᠦ ᠨᠠᠮᠴᠢ ᠴᠢᠨ᠋ᠠᠷ ᠢᠶᠡᠨ ᠳᠠᠪᠳ᠋ᠠᠨ ᠪᠣᠯᠪᠠᠰᠣᠷᠠᠭᠣᠯᠵᠣ ᠂ ᠬᠣᠰᠢᠭᠣᠴᠢ ᠵᠢᠱᠢᠶᠡᠴᠢ ᠦᠢᠯᠡᠳ᠋ᠣᠯ ᠢ ᠪᠠᠳ᠋ᠠᠷᠠᠭᠣᠯᠬᠣ ᠶᠢᠨ ᠦᠨᠳ᠋ᠣᠰᠣᠨ ᠠᠷᠭ᠎ᠠ ᠪᠠᠷᠢᠯ ᠪᠦᠭᠡᠳ ᠨᠠᠮ ᠢ ᠴᠢᠩᠭ᠎ᠠ ᠵᠠᠰᠠᠬᠣ ᠶᠢ ᠦᠨᠳ᠋ᠣᠰᠣᠨ ᠱᠠᠳ᠋ᠣᠨ ᠵᠦ᠋ᠭ᠌ ᠦᠷᠭᠦᠯᠵᠢᠯᠡᠭᠦᠯᠭᠦ ᠠᠵᠢᠯ ᠢ ᠠᠬᠢᠭᠣᠯᠬᠣ ᠭᠦᠴᠣᠨ ᠪᠦᠭᠦᠢ ᠠᠷᠭ᠎ᠠ ᠵᠠᠮ ᠪᠠᠢᠵᠣ ᠂ ᠪᠦᠭᠦ ᠨᠠᠮ ᠤᠨ ᠳᠣᠳ᠋ᠣᠷ᠎ᠠ ᠠᠷᠢᠭᠣᠨ ᠴᠢᠭᠴᠢ ᠂ ᠰᠣᠷᠳ᠋ᠠᠯ ᠳᠦ᠋ᠪ ᠣᠯᠣᠰ ᠳᠦ᠋ᠷᠣ ᠶᠢᠨ ᠠᠮᠢ ᠠᠬᠣᠢ ᠶᠢ ᠪᠣᠢ ᠪᠣᠯᠭᠠᠬᠣ ᠶᠢᠨ ᠳᠦ᠋ᠯᠭᠢᠭᠦᠷ ᠪᠣᠯᠬᠣ ᠪᠦᠭᠡᠳ ᠭᠦᠴᠣ ᠪᠡᠨ ᠳᠦ᠋ᠪᠯᠡᠷᠡᠭᠦᠯᠣᠨ ᠠᠵᠢᠯ ᠬᠢᠵᠣ ᠦᠢᠯᠡᠰ ᠪᠣᠰᠬᠠᠬᠣ ᠂ ᠰᠣᠷᠭᠠᠭᠣᠯᠢ ᠶᠢᠨ ᠰᠢᠨᠵᠢᠯᠡᠭᠦ ᠣᠬᠠᠭᠠᠨᠴᠢ ᠭᠦᠭᠵᠢᠯᠳ᠋ᠡ ᠶᠢ ᠠᠬᠢᠭᠣᠯᠬᠣ ᠨᠡᠢᠳ᠋ᠡᠪᠣᠷᠢᠳ᠋ᠡᠢ ᠪᠠᠳ᠋ᠣᠯᠭ᠎ᠠ ᠮᠦ᠋ᠨ ᠃

ᠠᠭᠣᠯᠭ᠎ᠠ ᠪᠡᠨ ᠳᠣᠳ᠋ᠣᠷᠬᠠᠢᠯᠠᠵᠣ ᠂ 《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠦ ᠭᠣᠣᠯ ᠡᠭᠦᠷᠭᠡ ᠶᠢ ᠣᠨ᠋ᠣᠪᠴᠢᠳ᠋ᠠᠢ ᠡᠵᠡᠮᠳ᠋ᠡᠭᠦ ᠭᠡᠷᠡᠭ᠍ᠳ᠋ᠡᠢ ᠃ ᠰᠣᠷᠣᠯᠴᠠᠯᠭ᠎ᠠ ᠭᠦᠮᠣᠵᠢᠯ ᠤᠨ ᠠᠭᠣᠯᠭ᠎ᠠ ᠶᠢ ᠳᠣᠳ᠋ᠣᠷᠬᠠᠢᠯᠠᠬᠣ ᠨᠢ  ① ᠨᠠᠮ ᠤᠨ ᠳᠦ᠋ᠷᠢᠮ ᠨᠠᠮ ᠤᠨ ᠳᠣᠭᠳ᠋ᠠᠭᠠᠯ ᠢ ᠰᠣᠷᠣᠯᠴᠡᠵᠣ ᠂ ② ᠨᠠᠮ ᠤᠨ ᠭᠦᠰᠡᠯ ᠨᠡᠢᠳ᠋ᠡᠪᠣᠷᠢ ᠢᠳ᠋ᠡᠭᠡᠯ ᠵᠣᠷᠢᠭ ᠢᠶᠡᠨ ᠪᠠᠳ᠋ᠣᠳᠬᠠᠬᠣ ᠂  ③ᠰᠢᠷᠢᠰ ᠶᠠᠷᠢᠶ᠎ᠠ ᠶᠢ ᠰᠣᠷᠣᠯᠴᠠᠨ ᠂ ᠰᠢᠨᠵᠢᠯᠡᠭᠦ ᠣᠬᠠᠭᠠᠠᠴᠢ ᠣᠨ᠋ᠣᠯ ᠤᠨ ᠵᠡᠪᠰᠡᠭᠯᠡᠯ ᠢᠶᠡᠨ ᠴᠢᠩᠭᠠᠳᠬᠠᠬᠣ ᠂ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠣᠯᠵᠣ ᠂ ᠠᠵᠢᠯ ᠬᠢᠵᠣ ᠦᠢᠯᠡᠰ ᠪᠦᠳ᠋ᠣᠭᠡᠭᠦ ᠴᠢᠳ᠋ᠠᠪᠣᠷᠢ ᠪᠡᠨ ᠨᠡᠮᠡᠭ᠍ᠳ᠋ᠡᠭᠦᠯᠭᠦ ᠶᠠᠪᠣᠳ᠋ᠠᠯ ᠪᠣᠯᠣᠨ᠎ᠠ ᠃ ᠭᠦᠴᠣ ᠭᠠᠷᠭᠠᠨ ᠴᠢᠬᠣᠯᠠ ᠠᠰᠠᠭᠣᠳ᠋ᠠᠯ ᠢ ᠰᠢᠢᠳᠪᠣᠷᠢᠯᠡᠭᠦ ᠨᠢ ᠂ ① ᠪᠦᠭᠦ ᠨᠠᠮ ᠤᠨ ᠭᠡᠰᠢᠭᠦᠳ ᠤᠨ ᠰᠣᠷᠣᠯᠴᠠᠯᠭ᠎ᠠ ᠭᠦᠮᠣᠵᠢᠯ ᠤᠨ ᠠᠵᠢᠯᠯᠠᠭᠠᠨ ᠳ᠋ᠤ ᠱᠠᠭᠠᠷᠳ᠋ᠠᠭᠳ᠋ᠠᠬᠣ ᠰᠢᠢᠪᠣᠷᠢᠯᠡᠭᠦ ᠴᠢᠬᠣᠯᠠ ᠳᠠᠢ ᠠᠰᠠᠭᠣᠳ᠋ᠠᠯ ᠂ ② ᠨᠠᠮ ᠤᠨ ᠭᠡᠰᠢᠭᠦᠨ ᠣᠳ᠋ᠣᠷᠢᠳᠬᠣ ᠺᠠᠳ᠋ᠷ ᠤᠨ ᠰᠣᠷᠣᠯᠴᠠᠯᠭ᠎ᠠ ᠭᠦᠮᠣᠵᠢᠯ ᠤᠨ ᠠᠵᠢᠯᠯᠠᠭᠠᠨ ᠳ᠋ᠤ ᠱᠠᠭᠠᠷᠳ᠋ᠠᠭᠳ᠋ᠠᠬᠣ ᠰᠢᠢᠪᠣᠷᠢᠯᠡᠭᠦ ᠴᠢᠬᠣᠯᠠ ᠳᠠᠢ ᠠᠰᠠᠭᠣᠳ᠋ᠠᠯ ᠪᠣᠯᠣᠨ᠎ᠠ ᠃

ᠪᠣᠳ᠋ᠠᠳ᠋ᠠᠢ ᠳᠠᠢ ᠣᠶᠠᠯᠳ᠋ᠣᠭᠣᠯᠣᠨ ᠂ 《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠦ ᠪᠣᠳ᠋ᠠᠳ᠋ᠠᠢ ᠪᠠᠷ ᠨᠡᠢᠳ᠋ᠡᠪᠣᠷᠢᠵᠢᠭᠣᠯᠬᠣ ᠶᠢ ᠭᠦᠨᠵᠡᠭᠡᠢ ᠳᠦ᠋ᠯᠬᠢᠨ ᠠᠬᠢᠭᠣᠯᠬᠣ ᠭᠡᠷᠡᠭ᠍ᠳ᠋ᠡᠢ ᠃ ① 《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠢᠶᠡᠷ ᠦᠪᠣᠷ ᠮᠣᠩᠭᠣᠯ ᠣᠷᠣᠨ ᠦ ᠭᠡᠪ ᠳᠦ᠋ᠷᠢ ᠶᠢᠨ ᠰᠣᠷᠭᠠᠭᠣᠯᠢ ᠶᠢᠨ ᠪᠦᠳ᠋ᠣᠭᠡᠨ ᠪᠠᠢᠭᠣᠯᠣᠯᠳ᠋ᠠ ᠶᠢ ᠠᠬᠢᠭᠣᠯᠬᠣ ᠂ ② 《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠢᠶᠡᠷ ᠵᠠᠰᠠᠨ ᠴᠡᠭᠴᠡᠯᠡᠭᠦ ᠴᠢᠳ᠋ᠠᠪᠣᠷᠢ ᠶᠢᠨ ᠪᠦᠳ᠋ᠣᠭᠡᠨ ᠪᠠᠢᠭᠣᠯᠣᠯᠳ᠋ᠠ ᠶᠢ ᠠᠬᠢᠭᠣᠯᠬᠣ ᠂ ③ 《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠢᠶᠡᠷ ᠪᠠᠭᠰᠢ ᠶᠢᠨ ᠮᠣᠷᠠᠯ ᠤᠨ ᠪᠦᠳ᠋ᠣᠭᠡᠨ ᠪᠠᠢᠭᠣᠯᠣᠯᠳ᠋ᠠ ᠶᠢ ᠠᠬᠢᠭᠣᠯᠬᠣ ᠂ ④ 《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠢᠶᠡᠷ ᠪᠠᠢᠭᠣᠯᠭ᠎ᠠ ᠶᠢᠨ ᠰᠣᠷᠳ᠋ᠡᠯ ᠤᠨ ᠪᠦᠳ᠋ᠣᠭᠡᠨ ᠪᠠᠢᠭᠣᠯᠣᠯᠳ᠋ᠠ ᠶᠢ ᠠᠬᠢᠭᠣᠯᠬᠣ ᠂  ⑤ 《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠢᠶᠡᠷ ᠨᠠᠮ ᠤᠨ ᠰᠣᠷᠳ᠋ᠠᠯ ᠂ ᠠᠷᠢᠭᠣᠨ ᠴᠢᠭᠴᠢ ᠪᠠᠷ ᠵᠠᠰᠠᠭ ᠪᠠᠷᠢᠬᠣ ᠪᠦᠳ᠋ᠣᠭᠡᠨ ᠪᠠᠢᠭᠣᠯᠣᠯᠳ᠋ᠠ ᠶᠢ ᠠᠬᠢᠭᠣᠯᠬᠣ ᠂ ⑥《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠢᠶᠡᠷ ᠰᠣᠷᠭᠠᠭᠣᠯᠢ ᠪᠠᠢᠭᠣᠯᠣᠭᠳ᠋ᠠᠭᠰᠠᠨ 60 ᠵᠢᠯ ᠣᠢ ᠶᠢ ᠪᠡᠯᠭᠡᠯᠡᠭᠦ ᠠᠵᠢᠯᠯᠠᠭᠠᠨ ᠦ ᠪᠡᠯᠡᠳᠬᠡᠯ ᠠᠵᠢᠯ ᠢ ᠠᠬᠢᠭᠣᠯᠬᠣ ᠵᠡᠷᠭᠡ ᠶᠢ ᠭᠦᠨᠵᠡᠭᠡᠢ ᠳᠦ᠋ᠯᠬᠢᠨ ᠠᠬᠢᠭᠣᠯᠬᠣ ᠭᠡᠷᠡᠭ᠍ᠳ᠋ᠡᠢ ᠃

ᠰᠡᠳᠬᠢᠯ ᠳᠠᠯᠪᠢᠨ ᠵᠣᠬᠢᠶᠠᠨ ᠪᠠᠢᠭᠣᠯᠵᠣ ᠂ 《 ᠬᠤᠶᠠᠷ ᠢ ᠰᠤᠷᠤᠯᠴᠠᠵᠤ ᠬᠢᠷᠢ ᠲᠡᠩᠴᠡᠭ᠍ᠰᠡᠨ ᠨᠠᠮ ᠤᠨ ᠭᠡᠰᠢᠬᠦᠨ ᠪᠤᠯᠬᠤ 》 ᠰᠤᠷᠤᠯᠴᠠᠯᠭ᠎ᠠ ᠬᠦᠮᠤᠵᠢᠯ ᠤᠨ ᠠᠵᠢᠯᠯᠠᠭᠠᠨ ᠦ ᠠᠷᠭ᠎ᠠ ᠭᠡᠮᠵᠢᠶ᠎ᠠ ᠶᠢ ᠦᠨ᠋ᠡᠨ ᠪᠣᠳ᠋ᠠᠳ᠋ᠠᠢ ᠴᠢᠩᠭᠠᠳᠬᠠᠬᠣ ᠭᠡᠷᠡᠭ᠍ᠳ᠋ᠡᠢ ᠃ ① ᠵᠣᠬᠢᠶᠠᠨ ᠪᠠᠢᠭᠣᠯᠣᠯᠳ᠋ᠠ ᠶᠢᠨ ᠣᠳ᠋ᠣᠷᠢᠳ᠋ᠣᠯᠭ᠎ᠠ ᠪᠡᠨ ᠴᠢᠩᠭᠠᠳᠬᠠᠬᠣ ᠂ ② ᠡᠭᠦᠷᠭᠡ ᠶᠢ ᠨᠠᠢᠳ᠋ᠠᠪᠣᠷᠢᠵᠢᠭᠣᠯᠬᠣ ᠶᠢ ᠠᠩᠬᠠᠷᠬᠣ ᠂ ③ ᠪᠦᠳ᠋ᠣᠮᠵᠢᠳ᠋ᠡᠢ ᠠᠷᠭ᠎ᠠ ᠭᠡᠮᠵᠢᠶ᠎ᠠ ᠠᠪᠬᠣ ᠂ ④ ᠨᠠᠮ ᠤᠨ ᠪᠠᠢᠭᠣᠯᠣᠯᠳ᠋ᠠ ᠶᠢᠨ ᠠᠵᠢᠯ ᠢ ᠠᠬᠢᠭᠣᠯᠬᠣ ᠂ ⑤ ᠬᠢᠨ᠋ᠡᠨ ᠪᠠᠢᠴᠠᠭᠠᠯᠳ᠋ᠠ ᠶᠢ ᠴᠢᠩᠭᠠᠳᠬᠠᠬᠣ ᠂ ⑥ ᠣᠬᠠᠭᠣᠯᠬᠣ ᠂ ᠣᠳ᠋ᠣᠷᠢᠳᠬᠣ ᠠᠵᠢᠯ ᠢ ᠴᠢᠩᠭᠠᠳᠬᠠᠬᠣ ᠵᠡᠷᠭᠡ ᠶᠢ ᠰᠠᠢᠳ᠋ᠣᠷ ᠠᠳᠬᠣᠬᠣ ᠭᠡᠷᠡᠭ᠍ᠳ᠋ᠡᠢ ᠭᠡᠵᠣ ᠴᠢᠬᠣᠯᠠᠴᠢᠯᠠᠭᠰᠠᠨ ᠪᠠᠢᠨ᠎ᠠ ᠃

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ ᠮᠤᠩᠭ᠋ᠤᠯ  ᠤᠨ ᠳᠡᠯᠡᠬᠡᠢ ᠮᠡᠳᠡᠭᠡ ᠵᠠᠩᠬᠢ ᠮᠡᠷᠭᠡᠵᠢᠯ  ᠤᠨ ᠬᠢᠵᠠᠭᠠᠷᠲᠦ ᠺᠤᠮᠫᠠᠨᠢ  ᠡᠴᠡ ᠮᠡᠷᠭᠡᠵᠢᠯ ᠬᠠᠩᠭ᠋ᠠᠪᠠ
蒙ICP备12003062号