ᠪᠠᠭᠰᠢ ᠨᠠᠷ ᠤᠨ ᠰᠡᠴᠡᠯᠡᠯ
ᠲᠦᠷᠬᠡᠨᠪᠠᠶᠠᠷ ᠪᠠᠭᠰᠢ
2016.06.23 ᠲᠣᠰ ᠥᠷᠲᠡᠭᠡᠨ ᠦ ᠨᠠᠢᠷᠠᠭᠤᠯᠤᠭᠴᠢ

 

 ᠲᠦ᠋ᠷᠬᠡᠨᠪᠠᠶᠠᠷ ᠂ ᠡᠷᠡᠭ᠍ᠳ᠋ᠠᠢ ᠂ ᠮᠣᠩᠭᠤᠯ ᠦᠨᠳ᠋ᠤᠰᠤᠳ᠋ᠡᠨ ᠂ ᠳᠤᠮᠳ᠋ᠠᠲᠦ ᠰᠤᠷᠭᠠᠭᠤᠯᠢ ᠶᠢᠨ ᠳᠡᠭᠡᠲᠦ ᠳᠡᠰ ᠤᠨ ᠪᠠᠭᠰᠢ ᠃ 1968 ᠤᠨ ᠳ᠋ᠦ ᠪᠠᠭᠠᠷᠢᠨ ᠪᠠᠷᠠᠭᠤᠨ ᠬᠤᠰᠢᠭᠤᠨ ᠦ ᠰᠤᠪᠤᠷᠭ᠎ᠠ ᠰᠤᠮᠤᠨ ᠳ᠋ᠦ ᠲᠦ᠋ᠷᠦᠵᠡᠢ ᠃1986 ᠆1990 ᠤᠨ ᠪᠣᠯᠲᠠᠯ᠎ᠠ ᠦᠪᠦᠷ ᠮᠣᠩᠭᠤᠯ ᠤᠨ ᠪᠠᠬᠰᠢ ᠶᠢᠨ ᠶᠡᠬᠡ ᠰᠤᠷᠭᠠᠭᠤᠯᠢ ᠶᠢᠨ ᠮᠣᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠳ᠋ᠤ ᠰᠤᠷᠤᠯᠴᠠᠨ ᠰᠢᠯᠢᠳ᠋ᠡᠭ᠌ ᠪᠦᠳ᠋ᠦᠮᠵᠢ ᠪᠠᠷ ᠳᠡᠬᠦᠰᠴᠦ ᠂ ᠳ᠋ᠠᠪᠠᠨ ᠦ ᠠᠵᠢᠯ ᠮᠡᠷᠬᠡᠵᠢᠯ ᠤᠨ ᠦᠨᠳ᠋ᠦᠷ ᠳᠤᠮᠳ᠋ᠠᠳ᠋ᠤ ᠰᠤᠷᠭᠠᠭᠤᠯᠢ ᠳ᠋ᠦ ᠠᠵᠢᠯ ᠤᠨ ᠭᠠᠷᠤᠭ᠎ᠠ ᠪᠠᠨ ᠠᠪᠤᠬᠰᠠᠨ ᠪᠠᠢᠨ᠎ᠠ ᠃   1996 ᠤᠨ ᠳ᠋ᠦ ᠠᠵᠢᠯ ᠤᠨ ᠬᠡᠷᠡᠭᠴᠡᠬᠡ ᠪᠠᠷ ᠳ᠋ᠠᠪᠠᠨ ᠦ ᠨᠢᠭᠡᠳ᠋ᠦᠬᠡᠷ ᠰᠤᠷᠭᠠᠭᠤᠯᠢ ᠳ᠋ᠦ ᠰᠢᠯᠵᠢᠨ ᠠᠵᠢᠯᠯᠠᠵᠡᠢ ᠃ ᠠᠵᠢᠯ ᠳ᠋ᠦ ᠭᠠᠷᠤᠬᠰᠠᠨ ᠠ᠋ᠴᠠ ᠠᠪᠤᠭᠠᠳ ᠬᠡᠯᠡ ᠪᠢᠴᠢᠭ᠌ ᠤᠨ ᠬᠢᠴᠢᠶᠡᠯ ᠡᠬᠦᠷᠬᠡᠯᠡᠨ ᠵᠢᠭᠠᠬᠤ ᠶᠢᠨ ᠬᠠᠮᠳ᠋ᠤ 17 ᠵᠢᠯ ᠠᠡᠭ᠍ᠭᠢ ᠶᠢᠨ ᠡᠷᠬᠢᠯᠡᠭᠴᠢ ᠶᠢᠨ ᠠᠵᠢᠯ ᠢ ᠡᠭᠦᠷᠬᠡᠯᠡᠵᠦ ᠬᠤᠰᠢᠭᠤ ᠨᠤᠳ᠋ᠤᠭ ᠣᠯᠣᠰ ᠦᠨᠳ᠋ᠦᠰᠦᠳ᠋ᠡᠨ ᠳ᠋ᠦ ᠪᠠᠨ ᠳᠤᠡᠭ᠌ ᠤᠯᠠᠨ ᠡᠷᠳ᠋ᠡᠮᠳ᠋ᠡᠨ ᠴᠢᠳ᠋ᠠᠪᠤᠷᠢᠳ᠋ᠠᠨ ᠬᠦᠮᠦᠵᠢᠬᠦᠯᠦᠨ ᠥᠭᠭᠦᠭᠰᠡᠨ ᠪᠠᠢᠨ᠎ᠠ ᠃

2003 ᠤᠨ ᠳ᠋ᠤ ᠪᠦᠬᠦ ᠤᠷᠤᠨ ᠦ ᠭᠤᠷᠪᠠᠨ ᠬᠡᠯᠡᠨ ᠦ ᠰᠢᠨ᠎ᠡ ᠶᠢ ᠡᠬᠦᠳᠬᠦ ᠬᠢᠴᠢᠶᠡᠯᠡᠯᠬᠡ ᠶᠢᠨ ᠮᠦ᠋ᠷᠦᠢᠴᠡᠭᠡᠨ ᠦ ᠬᠤᠶᠠᠳ᠋ᠤᠭᠠᠷ ᠳᠡᠰ ᠤᠨ ᠱᠠᠡᠭ᠍ᠨ᠋ᠠᠯ ᠬᠦᠷᠳ᠋ᠡᠵᠡᠢ ᠃ 2004 ᠤᠨ ᠳ᠋ᠦ ᠳᠡᠬᠦᠰᠦᠭ᠍ᠰᠡᠨ ᠰᠤᠷᠤᠬᠴᠢ ᠶᠢᠨ ᠬᠡᠯᠡ ᠪᠢᠴᠢᠭ᠌ ᠤᠨ ᠳᠡᠭ᠍ᠰᠢᠳᠬᠡᠯ ᠬᠤᠪᠢ ᠬᠤᠳ᠋ᠠ ᠳ᠋ᠦ ᠲᠡᠷᠢᠬᠦᠯᠡᠵᠦ ᠂ ᠳᠤᠰ ᠬᠦᠮᠦᠨ ᠬᠤᠰᠢᠭᠣ ᠳᠡᠰ ᠤᠨ ᠰᠢᠯᠢᠳ᠋ᠡᠭ᠌ ᠪᠠᠬᠰᠢ ᠪᠠ ᠳᠡᠭᠡᠳ᠋ᠤ ᠰᠢᠯᠭᠠᠯᠳ᠋ᠠ ᠶᠢᠨ ᠤᠨᠴᠠ ᠱᠠᠡᠭ᠍ᠨ᠋ᠠᠯ ᠢ ᠬᠦᠷᠳ᠋ᠡᠵᠡᠢ ᠃ 2005 ᠤᠨ ᠦ ᠳᠡᠭᠡᠳ᠋ᠦ ᠰᠢᠯᠭᠠᠯᠳ᠋ᠠ ᠳ᠋ᠦ ᠰᠤᠷᠤᠬᠴᠢ ᠰᠢᠨ᠋ᠢᠨ᠋ᠢᠬᠡᠨ ᠦ ᠬᠡᠯᠡ ᠪᠢᠴᠢᠭ᠌ ᠨᠢ137 ᠬᠤᠪᠢ ᠪᠠᠷ ᠬᠤᠳ᠋ᠠ ᠳ᠋ᠦ  ᠲᠡᠷᠢᠭᠦᠯᠡᠪᠡ ᠃ ᠮᠦ᠋ᠨ ᠳᠤᠰ ᠵᠢᠯ ᠪᠦᠬᠦ ᠬᠤᠳ᠋ᠠ ᠶᠢᠨ ᠦᠨᠳ᠋ᠤᠰᠦᠳ᠋ᠡᠨ ᠦ ᠳᠤᠮᠳ᠋ᠠᠳ᠋ᠤ ᠪᠠᠭ᠎ᠠ ᠰᠤᠷᠭᠠᠭᠤᠯᠢ ᠶᠢᠨ ᠬᠡᠪ ᠴᠢᠨ᠋ᠠᠷ ᠤᠨ ᠰᠤᠷᠭᠠᠨ ᠬᠦᠮᠦᠵᠢᠯ ᠤᠨ ᠦᠷ᠎ᠡ ᠪᠦᠳ᠋ᠦᠮᠵᠢ ᠶᠢᠨ ᠦᠵᠡᠬᠦᠯᠬᠡ ᠶᠢᠨ ᠴᠢᠭᠤᠯᠭᠠᠨ ᠦ ᠰᠢᠯᠢᠳ᠋ᠡᠭ᠌ ᠵᠢᠯᠤᠭᠤᠳ᠋ᠤᠬᠴᠢ ᠪᠠᠷ ᠦᠨ᠋ᠡᠯᠡᠭ᠍ᠳ᠋ᠡᠪᠡ ᠃ 2006 ᠤᠨ ᠳ᠋ᠦ ᠬᠤᠳ᠋ᠠ ᠶᠢᠨ 《 ᠵᠠᠭᠤᠨ ᠤᠳ᠋ᠠ 》 ᠵᠤᠬᠢᠶᠠᠯ ᠤᠨ ᠤᠷᠤᠯᠳ᠋ᠤᠭᠠᠨ ᠳ᠋ᠦ ᠰᠢᠯᠢᠳ᠋ᠡᠭ᠌ ᠬᠠᠪᠰᠤᠷᠤᠨ ᠵᠢᠯᠤᠭᠤᠳ᠋ᠤᠭᠴᠢ ᠶᠢᠨ ᠱᠠᠡᠭ᠍ᠨ᠋ᠠᠯ ᠬᠦᠷᠳ᠋ᠡᠵᠡᠢ ᠃ ᠬᠤᠶᠠᠳ᠋ᠤᠭᠠᠷ ᠤᠳ᠋ᠠᠭᠠᠨ ᠦ  ᠨᠠᠢ᠍ᠮᠠᠨ ᠰᠢᠷᠭ᠎ᠠ ᠤᠷᠤᠯᠳ᠋ᠤᠭᠠᠨ ᠳ᠋ᠦ ᠷᠠᠰᠢᠳ᠋ᠠᠤ᠎ᠡ ᠵᠡᠷᠬᠡ ᠲᠦ᠋ᠷᠪᠡᠨ ᠰᠤᠷᠤᠬᠴᠢ ᠬᠤᠶᠠᠳ᠋ᠤᠭᠠᠷ ᠳᠠᠰ ᠤᠨ ᠱᠠᠡᠭ᠍ᠨ᠋ᠠᠯ ᠬᠦᠷᠳ᠋ᠡᠵᠦ ᠳᠤᠰ ᠬᠦᠮᠦᠨ ᠰᠢᠯᠢᠳ᠋ᠡᠭ᠌ ᠵᠢᠯᠦᠭᠤᠳ᠋ᠤᠭᠰᠠᠨ ᠪᠠᠬᠰᠢ ᠶᠢᠨ ᠱᠠᠡᠭ᠍ᠨ᠋ᠠᠯ ᠬᠦᠷᠳ᠋ᠡᠵᠡᠢ ᠃ 2007 ᠪᠠ 2010 ᠳᠤᠰ ᠳᠤᠰ ᠬᠤᠶᠠᠷ ᠤᠳ᠋ᠠᠭ᠎ᠠ ᠪᠦᠬᠦ ᠤᠯᠤᠰ ᠤᠨ ᠮᠣᠩᠭᠤᠯ ᠰᠤᠷᠬᠤ ᠪᠢᠴᠢᠭ᠌ ᠬᠢᠨ᠋ᠠᠬᠤ ᠬᠤᠷᠠᠯ ᠤᠨ ᠳᠤᠰᠬᠠᠢ ᠮᠡᠷᠬᠡᠵᠢᠯᠳ᠋ᠡᠨ ᠢᠶᠠᠷ ᠤᠷᠢᠭᠳ᠋ᠠᠨ ᠰᠤᠷᠬᠤ ᠪᠢᠴᠢᠭ᠌ ᠬᠢᠨ᠋ᠠᠪᠠ ᠃ 2008 ᠤᠨ ᠦ ᠳᠡᠭᠡᠳ᠋ᠦ ᠰᠢᠯᠭᠠᠯᠳ᠋ᠠ ᠳ᠋ᠦ ᠡᠷᠬᠢᠯᠡᠭ᠍ᠰᠡᠨ ᠠᠩᠬᠢ ᠶᠢᠨ ᠤᠷᠭᠤᠭ᠎ᠠ 558 ᠬᠤᠪᠢ ᠪᠠᠷ ᠪᠡᠭᠡᠵᠢᠡᠭ᠌ ᠤᠨ ᠪᠠᠬᠰᠢ ᠶᠢᠨ ᠶᠡᠬᠡ ᠰᠤᠷᠭᠠᠭᠤᠯᠢ ᠳ᠋ᠦ ᠡᠯᠰᠡᠭ᠍ᠳ᠋ᠡᠵᠦ ᠰᠤᠷᠤᠭᠴᠢ ᠢᠤᠢ ᠱᠠᠨ ᠦ ᠬᠡᠯᠡ ᠪᠢᠴᠢᠭ᠌ ᠶᠢᠨ ᠬᠢᠷᠢ ᠪᠦᠳ᠋ᠦᠮᠵᠢ ᠨᠢ140.5 ᠬᠤᠪᠢ ᠪᠠᠷ ᠣᠷᠤᠨ ᠳ᠋ᠤ ᠲᠡᠷᠢᠭᠦᠯᠡᠵᠠᠢ ᠃ 2009 ᠤᠨ ᠳ᠋ᠦ ᠬᠤᠰᠢᠭᠤ ᠳᠡᠰ ᠤᠨ ᠵᠢᠱᠢᠶᠡᠴᠢ ᠠᠡᠭ᠍ᠭᠢ ᠡᠷᠬᠢᠯᠡᠭᠴᠢ ᠶᠢᠨ ᠱᠠᠡᠭ᠍ᠨ᠋ᠠᠯ ᠬᠦᠷᠳ᠋ᠡᠵᠡᠢ ᠃ 2010 ᠤᠨ ᠳ᠋ᠦ 《 ᠪᠠᠶᠠᠨ ᠪᠦᠷᠢᠳ᠋ᠦ 》 ᠬᠤᠨᠳ᠋ᠠᠭᠠᠳ᠋ᠦ ᠰᠤᠷᠤᠬᠴᠢᠳ ᠤᠨ ᠵᠤᠬᠢᠶᠠᠯ ᠤᠨ ᠤᠷᠤᠯᠳ᠋ᠤᠭᠠᠨ ᠦ ᠬᠠᠪᠰᠤᠷᠤᠨ ᠵᠢᠯᠤᠭᠤᠳ᠋ᠤᠭᠴᠢ ᠶᠢᠨ ᠱᠠᠡᠭ᠍ᠨ᠋ᠠᠯ ᠬᠦᠷᠳ᠋ᠡᠪᠡ ᠃ 2011ᠤᠨ ᠳ᠋ᠦ ᠡᠷᠬᠢᠯᠡᠭ᠍ᠰᠡᠨ ᠠᠩᠬᠢ ᠶᠢᠨ ᠰᠤᠷᠤᠬᠴᠢ ᠰᠡᠴᠡᠨᠳ᠋ᠤᠶᠠᠭ᠎ᠠ 566 ᠬᠤᠪᠢ ᠪᠠᠷ ᠬᠤᠳ᠋ᠠ ᠶᠢᠨ ᠡᠮᠦᠨ᠎ᠡ ᠭᠤᠷᠪᠠ ᠳ᠋ᠦ ᠤᠷᠤᠵᠦ ᠂ ᠳᠣᠰ ᠬᠦᠮᠦᠨ ᠴᠦ ᠳᠡᠭᠡᠳ᠋ᠦ ᠰᠢᠯᠭᠠᠯᠳ᠋ᠠ ᠶᠢᠨ ᠤᠨᠴᠠ ᠬᠢᠷᠢ ᠪᠦᠳ᠋ᠦᠮᠵᠢ ᠶᠢᠨ ᠱᠠᠡᠭ᠍ᠨ᠋ᠠᠯ ᠬᠦᠷᠳ᠋ᠡᠪᠡ ᠃ 2013 ᠤᠨ ᠳ᠋ᠦ 《 ᠨᠠᠢ᠍ᠮᠠᠨ ᠰᠢᠷᠭ᠎ᠠ 》 ᠵᠤᠬᠢᠶᠠᠯ ᠤᠨ ᠤᠷᠤᠯᠳ᠋ᠤᠭᠠᠨ ᠦ ᠵᠢᠭᠠᠨ ᠵᠢᠯᠤᠭᠤᠳ᠋ᠤᠬᠰᠠᠨ ᠪᠠᠬᠰᠢ ᠶᠢᠨ ᠱᠠᠡᠭ᠍ᠨ᠋ᠠᠯ ᠢ ᠬᠦᠷᠳ᠋ᠡᠪᠡ ᠃ 2013 ᠤᠨ ᠳ᠋ᠦ ᠬᠤᠰᠢᠭᠤ  ᠵᠠᠰᠠᠭ ᠤᠨ ᠤᠷᠳ᠋ᠤᠨ ᠦ ᠰᠢᠯᠢᠳ᠋ᠡᠭ᠌ ᠠᠡᠭ᠍ᠭᠢ ᠡᠷᠬᠢᠯᠡᠭᠴᠢ ᠶᠢᠨ ᠱᠠᠡᠭ᠍ᠨ᠋ᠠᠯ ᠢ ᠬᠦᠷᠳ᠋ᠡᠵᠡᠢ ᠃ 2014 ᠤᠨ ᠦ ᠤᠯᠤᠰ ᠤᠨ ᠰᠢᠯᠭᠠᠯᠳ᠋ᠠ ᠳ᠋ᠦ ᠡᠷᠬᠢᠯᠡᠭ᠍ᠰᠡᠨ ᠠᠡᠭ᠍ᠭᠢ ᠶᠢᠨ ᠴᠠᠢᠯᠭᠠᠨ ᠂ ᠬᠠᠪᠣᠷᠵᠠᠰᠠᠯ ᠂ ᠰᠤᠳ᠋ᠤᠨᠵᠠᠡᠭ᠌  ᠪᠦᠬᠦ ᠬᠤᠳ᠋ᠠ ᠶᠢᠨ ᠨᠡᠢᠬᠡᠮ ᠤᠨ ᠰᠢᠨᠵᠢᠯᠡᠬᠡᠨ ᠦ ᠮᠣᠩᠭᠤᠯ ᠢᠶᠡᠷ ᠰᠢᠯᠭᠠᠭᠤᠯᠤᠬᠰᠠᠳ ᠤᠨ ᠡᠮᠦᠨ᠎ᠡ ᠭᠤᠷᠪᠠ ᠳ᠋ᠤ ᠳᠤᠳ᠋ᠤᠷᠠᠵᠦ ᠂ 500 ᠬᠤᠪᠢ ᠳᠠᠪᠠᠭᠰᠠᠨ ᠰᠤᠷᠤᠭᠴᠢ 14  ᠴᠤᠯᠭᠤᠷᠠᠭᠠᠳ ᠂ ᠰᠤᠷᠭᠠᠭᠤᠯᠢ ᠶᠢᠨ ᠰᠢᠨ᠎ᠡ ᠳᠡᠮᠳ᠋ᠡᠭᠯᠡᠯ ᠢ ᠡᠭᠦᠳᠴᠠᠢ ᠃ 2014 ᠤᠨ ᠳ᠋ᠦ ᠬᠤᠰᠢᠭᠤ ᠵᠠᠰᠠᠭ ᠤᠨ ᠤᠷᠳ᠋ᠤᠨ ᠦ ᠰᠢᠯᠢᠳ᠋ᠡᠭ᠌ ᠠᠡᠭ᠍ᠭᠢ ᠡᠷᠬᠢᠯᠡᠭᠴᠢ ᠶᠢᠨ ᠱᠠᠡᠭ᠍ᠨ᠋ᠠᠯ ᠢ  ᠬᠦᠷᠲᠡᠭ᠍ᠰᠡᠨ ᠪᠦᠭᠡᠳ ᠤᠷᠤᠨ ᠦ ᠰᠢᠯᠢᠳ᠋ᠡᠭ᠌ ᠪᠠᠬᠰᠢ  ᠶᠢᠨ ᠢᠷᠠᠭᠤ ᠠᠯᠳ᠋ᠠᠷ ᠢ ᠬᠦᠷᠲᠡᠪᠡ ᠃

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ
ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ ᠮᠤᠩᠭ᠋ᠤᠯ  ᠤᠨ ᠳᠡᠯᠡᠬᠡᠢ ᠮᠡᠳᠡᠭᠡ ᠵᠠᠩᠬᠢ ᠮᠡᠷᠭᠡᠵᠢᠯ  ᠤᠨ ᠬᠢᠵᠠᠭᠠᠷᠲᠦ ᠺᠤᠮᠫᠠᠨᠢ  ᠡᠴᠡ ᠮᠡᠷᠭᠡᠵᠢᠯ ᠬᠠᠩᠭ᠋ᠠᠪᠠ
蒙ICP备12003062号