ᠺᠣᠣᠷᠰᠸᠠᠢ᠌ᠷ
ᠬᠡᠦᠬᠡᠳ ᠤᠨ ᠡᠷᠬᠡ ᠬᠢᠭᠡᠳ ᠬᠥᠮᠦᠵᠢᠯ
2016.05.12 ᠲᠣᠰ ᠥᠷᠲᠡᠭᠡᠨ ᠦ ᠨᠠᠢᠷᠠᠭᠤᠯᠤᠭᠴᠢ

     ᠬᠡᠦᠬᠡᠳ ᠤᠨ ᠡᠷᠬᠡ ᠬᠢᠭᠡᠳ ᠬᠥᠮᠦᠵᠢᠯ

    ᠶᠠᠮᠠᠷ ᠦᠢᠯᠡᠳᠦᠯᠭᠡ ᠵᠢ ᠬᠦᠴᠦᠷᠬᠡᠭᠯᠡᠯ ᠭᠡᠵᠦ ᠲᠣᠭᠠᠴᠢᠬᠤ ᠨᠢ ᠠᠷᠠᠳ ᠲᠦᠮᠡᠨ ᠦ ᠰᠣᠶᠤᠯ ᠡᠴᠡ ᠬᠠᠮᠢᠶᠠᠷᠤᠨ ᠶᠠᠩᠵᠤ ᠪᠦᠷᠢ ᠪᠠᠢᠳᠠᠭ ᠴᠦ ᠤᠯᠠᠨ ᠤᠯᠤᠰ ᠤᠨ ᠬᠡᠮᠵᠢᠶᠡᠨ ᠳᠦ ᠶᠠᠮᠠᠷ ᠦᠢᠯᠡᠳᠦᠯᠭᠡ ᠵᠢ ᠬᠦᠴᠦᠷᠬᠡᠭᠯᠡᠯ ᠭᠡᠵᠦ ᠲᠣᠭᠠᠴᠢᠬᠤ ᠪᠤᠢ ᠭᠡᠳᠡᠭ ᠢ ᠲᠣᠳᠤᠷᠬᠠᠢᠯᠠᠬᠤ ᠭᠡᠰᠡᠨ ᠤᠷᠤᠯᠳᠤᠯᠭ᠎ᠠ  ᠤᠳ ᠣᠯᠠᠨᠲᠠ ᠬᠢᠭᠳᠡᠵᠦ ᠪᠠᠢᠨ᠎ᠠ ᠃ ᠡᠭᠦᠨ  ᠤ ᠨᠢᠭᠡ ᠨᠢ ᠬᠡᠤᠬᠡᠳ  ᠤᠨ ᠡᠷᠬᠡ ᠶᠢᠨ ᠺᠤᠮᠪᠸᠨᠴᠢ ᠪᠥᠭᠡᠳ ᠲᠡᠭᠦᠨ  ᠤ 19 ᠳ᠋ᠤᠭᠡᠷ ᠵᠦᠢᠯ ᠳᠦ ᠵᠢᠭᠠᠭᠰᠠᠨ ᠢᠶᠡᠷ 《 ᠭᠡᠮᠲᠦᠯ ᠪᠡᠷᠳᠡᠯ ᠤᠴᠠᠷᠠᠭᠤᠯᠬᠤ ᠂ ᠵᠦᠢ ᠪᠤᠰᠤ ᠪᠡᠷ ᠬᠠᠷᠢᠴᠠᠬᠤ ᠂ ᠠᠩᠬᠠᠷᠴᠤ ᠬᠠᠯᠠᠮᠵᠢᠯᠠᠬᠤ ᠦᠭᠡᠢ ᠪᠠᠢᠬᠤ ᠂ ᠦᠯᠦ ᠬᠠᠢᠬᠤᠷᠬᠤ ᠂ ᠪᠡᠯᠭᠡ ᠶᠢᠨ ᠬᠦᠴᠦᠷᠬᠡᠭᠯᠡᠯ ᠦᠢᠯᠡᠳᠬᠦ ᠂ ᠮᠥᠯᠵᠢᠬᠦ ᠵᠡᠷᠭᠡ ᠪᠡᠶ᠎ᠡ ᠮᠠᠬᠠᠪᠤᠳ᠂ ᠰᠡᠳᠭᠢᠯ ᠰᠠᠨᠠᠭᠠᠨ ᠤ ᠬᠦᠴᠦᠷᠬᠡᠭᠯᠡᠯ  ᠤᠨ ᠪᠦᠬᠦ ᠬᠡᠯᠪᠡᠷᠢ 》 ᠬᠡᠮᠡᠨ ᠲᠣᠳᠤᠷᠬᠠᠢᠯᠠᠭᠰᠠᠨ ᠠᠵᠠᠢ ᠃ ᠬᠡᠤᠬᠡᠳ  ᠤᠨ ᠡᠰᠡᠷᠭᠦ ᠬᠦᠴᠦᠷᠬᠡᠭᠯᠡᠯ  ᠳᠤ ᠬᠡᠦᠬᠡᠳ ᠨᠡᠢᠭᠡᠮ ᠂ ᠰᠡᠳᠭᠢᠯ ᠬᠥᠳᠡᠯᠦᠯ ᠂ ᠰᠡᠳᠭᠢᠯ ᠵᠦᠢ ᠶᠢᠨ ᠬᠤᠪᠢ ᠳᠤ ᠬᠣᠬᠢᠷᠠᠯ ᠠᠮᠰᠠᠬᠤ ᠂ ᠬᠦᠴᠦᠷᠬᠡᠭᠯᠡᠯ  ᠢ ᠬᠦᠯᠢᠶᠡᠨ ᠵᠥᠪᠰᠢᠶᠡᠷᠡᠬᠦ ᠂ ᠡᠷᠲᠡ ᠪᠡᠯᠭᠡ ᠶᠢᠨ ᠬᠠᠷᠢᠯᠴᠠᠭᠠᠨ ᠳᠦ ᠣᠷᠤᠬᠤ ᠂ ᠰᠡᠳᠭᠢᠯ ᠵᠦᠢ ᠶᠢᠨ ᠳᠠᠷᠤᠮᠲᠠ ᠳᠦ ᠣᠷᠤᠬᠤ ᠂ ᠣᠢ ᠲᠣᠭᠲᠠᠭᠠᠯᠲᠠ ᠨᠢ ᠪᠠᠭᠤᠷᠬᠤ ᠂ ᠡᠮᠬᠢ ᠴᠡᠭᠴᠡ ᠪᠡᠨ ᠠᠯᠳᠠᠬᠤ ᠂ ᠬᠡᠢ ᠶᠠᠭᠤᠮ᠎ᠠ ᠦᠵᠡᠬᠦ ᠂ ᠲᠦᠷᠢᠮᠡᠬᠡᠢ ᠵᠠᠩ ᠠᠪᠤᠷᠢ ᠲᠠᠢ ᠪᠣᠯᠬᠤ ᠂ ᠠᠭᠤᠰᠭᠢ ᠂ ᠵᠢᠷᠦᠬᠡ ᠂ ᠡᠯᠢᠭᠡᠨ  ᠤ ᠡᠪᠡᠳᠴᠢᠯᠡᠯ ᠂ ᠪᠡᠯᠭᠡ ᠶᠢᠨ ᠵᠠᠮ ᠢᠶᠡᠷ ᠳᠡᠮᠵᠢᠳᠡᠭ ᠡᠪᠡᠳᠴᠢᠨ ᠨᠦᠭᠦᠳ ᠭᠡᠬᠦ ᠮᠡᠲᠦ ᠰᠥᠷᠬᠦ ᠦᠷ᠎ᠡ ᠳᠠᠭᠠᠪᠤᠷᠢ ᠨᠤᠭᠤᠳ ᠲᠠᠢ ᠪᠠᠢᠳᠠᠭ ᠃ ᠬᠡᠤᠬᠡᠳ  ᠤᠨ ᠡᠰᠡᠷᠭᠦ ᠬᠦᠴᠦᠷᠬᠡᠭᠯᠡᠯ ᠨᠢ ᠢᠮᠠᠭᠲᠠ ᠰᠠᠨᠠᠭᠠ ᠲᠠᠢ ᠦᠢᠯᠡᠳᠦᠭᠳᠡᠳᠡᠭ ᠪᠥᠭᠡᠳ ᠳᠠᠷᠠᠭᠠᠬᠢ ᠬᠡᠯᠪᠡᠷᠢᠲᠡᠢ ᠪᠠᠢᠳᠠᠭ ᠃

    ⒈ ᠬᠡᠦᠬᠡᠳ ᠤᠨ ᠡᠰᠡᠷᠭᠦ ᠪᠡᠶ᠎ᠡ ᠮᠠᠬᠠᠪᠤᠳ ᠤᠨ ᠬᠦᠴᠦᠷᠬᠡᠭᠯᠡᠯ

    ᠬᠡᠤᠬᠡᠳ  ᠤᠨ ᠡᠰᠡᠷᠭᠦ ᠪᠡᠶ᠎ᠡ ᠮᠠᠬᠠᠪᠤᠳ ᠤᠨ ᠬᠦᠴᠦᠷᠬᠡᠭᠯᠡᠯ ᠭᠡᠬᠦ ᠳᠤ ᠬᠡᠤᠬᠡᠳ  ᠢ ᠠᠯᠠᠭᠠᠳᠠᠬᠤ ᠂ ᠴᠣᠬᠢᠬᠤ ᠂ ᠮᠤᠰᠭᠢᠬᠤ ᠂ ᠲᠦᠯᠡᠬᠦ᠂ ᠬᠠᠢᠷᠤᠬᠤ᠂ ᠨᠢᠴᠦᠭᠦᠨ ᠬᠦᠬᠡᠬᠡᠵᠤ ᠭᠠᠷᠭᠠᠬᠤ ᠂ ᠰᠢᠬᠠᠬᠤ ᠂ ᠭᠠᠷ ᠢᠶᠡᠷ ᠪᠤᠯᠤᠨ ᠡᠳ᠋ ᠶᠠᠭᠤᠮᠠᠰ ᠢᠶᠡᠷ ᠴᠣᠬᠢᠬᠤ ᠂ ᠭᠤᠶᠠᠳᠠᠬᠤ ᠂ ᠬᠣᠭᠤᠯᠠᠢ ᠵᠢ ᠨᠢ ᠪᠣᠭᠤᠬᠤ ᠂ ᠬᠦᠯᠢᠬᠦ ᠂ ᠤᠷᠢᠶᠠᠯᠭᠠᠬᠤ ᠂ ᠰᠠᠪᠠᠬᠤ ᠂ ᠡᠷᠬᠡᠳᠡᠨ  ᠢ ᠨᠢ ᠭᠡᠮᠲᠦᠭᠡᠬᠦ ᠂ ᠬᠤᠭᠤᠯᠬᠤ ᠂ ᠮᠠᠰᠢᠨ ᠢᠶᠡᠷ ᠳᠠᠭᠠᠷᠢᠬᠤ ᠂ ᠳᠡᠪᠰᠡᠬᠦ ᠂ ᠦᠰᠦᠳᠡᠬᠦ ᠴᠢᠷᠬᠦ ᠂ ᠮᠥᠷᠭᠦᠭᠦᠯᠬᠦ ᠂ ᠲᠠᠲᠠᠵᠤ ᠤᠨᠠᠭᠠᠬᠤ ᠂ ᠤᠷᠭᠠᠯᠠᠬᠤ ᠂ ᠵᠡᠪᠰᠡᠭ ᠬᠡᠷᠡᠭᠯᠡᠬᠦ ᠭᠡᠬᠦ ᠮᠡᠲᠦ ᠤᠯᠠᠨ ᠵᠦᠢᠯ ᠦᠨ ᠬᠡᠯᠪᠡᠷᠢ ᠪᠠᠢᠳᠠᠭ ᠃

    ⒉᠂ ᠬᠡᠦᠬᠡᠳ ᠤᠨ ᠡᠰᠡᠷᠭᠦ ᠰᠡᠳᠭᠢᠯ ᠰᠠᠨᠠᠭᠠᠨ ᠤ ᠳᠠᠷᠤᠮᠲᠠ ᠂ ᠬᠦᠴᠦᠷᠬᠡᠭᠯᠡᠯ

    ᠬᠡᠤᠬᠡᠳ  ᠤᠨ ᠡᠰᠡᠷᠭᠦ ᠰᠡᠳᠭᠢᠯ ᠰᠠᠨᠠᠭᠠᠨ ᠤ ᠳᠠᠷᠤᠮᠲᠠ ᠂ ᠬᠦᠴᠦᠷᠬᠡᠭᠯᠡᠯ ᠭᠡᠬᠦ ᠳᠤ ᠬᠡᠤᠬᠡᠳ  ᠤᠨ ᠰᠡᠳᠭᠢᠯ ᠰᠠᠨᠠᠭᠠᠨ ᠤ ᠬᠤᠪᠢ ᠳᠦ ᠠᠮᠤᠷ ᠠᠮᠤᠭᠤᠯᠠᠩ ᠂ ᠲᠠᠢᠪᠤᠩ ᠪᠠᠢᠳᠠᠯ ᠢ ᠡᠪᠳᠡᠵᠤ ᠪᠤᠢ ᠠᠯᠢᠪᠠ ᠲᠥᠷᠦᠯ ᠤᠨ ᠦᠢᠯᠡᠳᠦᠯ ᠢ ᠵᠢᠭᠠᠳᠠᠭ ᠃ ᠰᠡᠳᠭᠢᠯ ᠰᠠᠨᠠᠭᠠᠨ ᠤ ᠳᠠᠷᠤᠮᠲᠠ ᠳᠦ ᠦᠷᠲᠦᠭᠰᠡᠨ ᠬᠡᠤᠬᠡᠳ  ᠤᠨ ᠰᠢᠨᠵᠢ ᠲᠡᠮᠳᠡᠭ ᠡᠴᠡ ᠬᠡᠳᠦ ᠶᠢ ᠳᠤᠷᠠᠳᠪᠠᠯ ᠄ ᠄ ᠬᠡᠳᠦ ᠲᠤᠭᠤᠯᠭᠠᠪᠤᠷᠢᠲᠠᠢ ᠂ ᠢᠳᠡᠪᠬᠢ ᠦᠭᠡᠢ ᠂ ᠬᠤᠪᠢ ᠪᠡᠨ ᠬᠢᠴᠢᠶᠡᠭᠰᠡᠨ ᠪᠠᠢᠳᠠᠯ ᠠᠵᠢᠭᠯᠠᠭᠳᠠᠬᠤ ᠂ ᠲᠦᠷᠢᠮᠡᠬᠡᠢ ᠲᠣᠭᠰᠢᠨ ᠂ ᠠᠭᠤᠷ ᠬᠢᠯᠢᠩ ᠲᠠᠢ ᠪᠣᠯᠬᠤ ᠂ ᠵᠥᠷᠢᠭᠦᠳᠯᠡᠬᠦ ᠂ ᠪᠡᠶ᠎ᠡ ᠮᠠᠬᠠᠪᠤᠳ ᠂ ᠰᠡᠳᠭᠢᠴᠡ ᠂ ᠣᠶᠤᠨ ᠤᠬᠠᠭᠠᠨ  ᠤ ᠬᠥᠭᠵᠢᠯ ᠢᠶᠡᠷ ᠦᠶ᠎ᠡ ᠶᠢᠨ ᠬᠢᠨ ᠡᠴᠡ ᠪᠡᠨ ᠬᠤᠴᠤᠷᠠᠬᠤ ᠂ ᠠᠮᠢ ᠪᠡᠨ ᠬᠣᠣᠷᠯᠠᠬᠤ ᠤᠷᠤᠯᠳᠤᠯᠭ᠎ᠠ ᠬᠢᠬᠦ ᠂ ᠥᠪᠡᠷ ᠤᠨ ᠢᠶᠡᠨ ᠲᠠᠯ᠎ᠠ ᠪᠡᠷ ᠲᠠᠭᠠᠯᠠᠯ  ᠦᠭᠡᠢ ᠰᠡᠳᠬᠢᠭᠳᠡᠯ ᠲᠠᠢ ᠪᠠᠢᠬᠤ ᠂ ᠬᠦᠯᠢᠴᠡᠩᠭᠦᠢ ᠨᠣᠮᠤᠢ ᠪᠠᠢᠳᠠᠯ ᠲᠠᠢ ᠪᠠᠢᠬᠤ ᠂ ᠬᠡᠳᠦ ᠢᠳᠡᠪᠬᠢ ᠦᠭᠡᠢ ᠂ ᠡᠰᠡᠬᠦᠯ᠎ᠡ ᠲᠦᠷᠢᠮᠡᠬᠡᠢ ᠪᠠᠢᠬᠤ ᠂ ᠡᠲᠡᠭᠡᠳ ᠵᠠᠩ ᠠᠪᠤᠷᠢ ᠭᠠᠷᠭᠠᠳᠠᠭ ᠪᠣᠯᠬᠤ ᠵᠡᠷᠭᠡ ᠦᠵᠡᠭᠳᠡᠯ ᠲᠠᠢ ᠪᠠᠢᠳᠠᠭ ᠃

    ⒊ ᠬᠡᠦᠬᠡᠳ ᠤᠨ ᠡᠰᠡᠷᠭᠦ ᠪᠡᠯᠭᠡ ᠶᠢᠨ ᠬᠦᠴᠦᠷᠬᠡᠭᠯᠡᠯ

    ᠪᠡᠯᠭᠡ ᠶᠢᠨ ᠬᠦᠴᠦᠷᠬᠡᠭᠯᠡᠯ  ᠳᠦ ᠦᠷᠲᠦᠭᠰᠡᠨ ᠬᠡᠤᠬᠡᠳ  ᠲᠦ ᠢᠯᠡᠷᠡᠬᠦ ᠰᠢᠨᠵᠢ ᠲᠡᠮᠳᠡᠭ ᠡᠴᠡ ᠬᠡᠳᠦ ᠶᠢ ᠳᠤᠷᠠᠳᠪᠠᠯ ᠄ ᠰᠥᠨᠢ ᠬᠠᠷ᠎ᠠ ᠳᠠᠷᠤᠵᠤ ᠵᠡᠭᠦᠳᠦᠯᠡᠬᠦ ᠂ ᠨᠦᠷ ᠦᠭᠡᠢᠳᠡᠬᠦ ᠂ ᠬᠠᠷᠠᠩᠭᠤᠢ ᠡᠴᠡ ᠠᠶᠤᠬᠤ ᠂ ᠦᠷᠭᠦᠯᠵᠢ ᠠᠭᠤᠷᠯᠠᠬᠤ ᠂ ᠵᠤᠵᠢᠭᠷᠠᠬᠤ ᠂ ᠭᠠᠭᠴᠠᠭᠠᠷ ᠢᠶᠡᠨ ᠪᠠᠢᠬᠤ ᠵᠢ ᠢᠯᠡᠭᠦᠦ ᠳᠦ ᠦᠵᠡᠬᠦ ᠂ ᠪᠠᠢᠩᠭᠤ ᠵᠣᠪᠠᠯᠠᠩ ᠪᠡᠷᠬᠡᠰᠢᠶᠡᠯ ᠲᠣᠭᠠᠴᠢᠬᠤ ᠂ ᠥᠪᠡᠷ ᠲᠦ ᠪᠡᠨ ᠢᠲᠡᠭᠡᠯ ᠦᠬᠡᠢ ᠂ ᠰᠤᠯᠠ ᠲᠣᠷᠤᠢ ᠂ ᠰᠡᠳᠭᠢᠯ ᠢᠶᠡᠷ ᠤᠨᠠᠬᠤ ᠂ ᠶᠠᠮᠠᠷ ᠨᠢᠭᠡᠨ ᠶᠠᠭᠤᠮ᠎ᠠ ᠨᠢᠭᠤᠴᠠᠯᠠᠬᠤ ᠂ ᠬᠡᠨ ᠨᠢᠭᠡᠨ  ᠤ ᠡᠰᠡᠬᠦᠯ᠎ᠡ ᠥᠪᠡᠷ ᠤᠨ ᠢᠶᠡᠨ ᠲᠤᠬᠠᠢ ᠤᠴᠢᠷ ᠨᠢ ᠦᠯᠦ ᠮᠡᠳᠡᠭᠳᠡᠬᠦ ᠵᠦᠢᠯ ᠶᠠᠷᠢᠭᠠᠳ ᠡᠬᠢᠯᠡᠬᠦ᠂ ᠠᠮᠢ ᠪᠡᠨ ᠬᠣᠣᠷᠯᠠᠬᠤ ᠤᠷᠤᠯᠳᠤᠭ᠎ᠠ ᠬᠢᠬᠦ ᠂ ᠤᠯᠠᠨ ᠬᠤᠪᠴᠠᠰᠤ ᠳᠠᠪᠬᠤᠷᠯᠠᠨ ᠡᠮᠦᠰᠳᠡᠭ ᠪᠣᠯᠬᠤ ᠂ ᠮᠠᠰᠢ ᠶᠡᠬᠡ ᠢᠳᠡᠬᠦ ᠲᠤᠷᠰᠢᠯᠲᠠᠢ ᠡᠰᠡᠬᠦᠯ᠎ᠡ ᠤᠭᠲᠤ ᠬᠣᠭᠤᠯᠠ ᠢᠳᠡᠬᠦ ᠳᠤᠷ᠎ᠠ ᠬᠦᠰᠡᠯ ᠦᠬᠡᠢ ᠪᠣᠯᠬᠤ ᠵᠡᠷᠭᠡ ᠦᠵᠡᠭᠳᠡᠯ ᠲᠠᠢ ᠪᠣᠯᠳᠠᠭ ᠃

    ⒋ ᠬᠡᠦᠬᠡᠳ ᠢ ᠦᠯᠦ ᠬᠠᠢᠬᠤᠷᠬᠤ

    ⑴ ᠬᠡᠤᠬᠡᠳ  ᠢ ᠦᠯᠦ ᠬᠠᠢᠬᠤᠷᠬᠤ ᠳᠤ ᠪᠡᠶ᠎ᠡ ᠮᠠᠬᠠᠪᠤᠳ ᠤᠨ ᠬᠤᠪᠢ ᠳᠦ ᠦᠯᠦ ᠬᠠᠢᠬᠤᠷᠬᠤ ᠄ ᠬᠡᠤᠬᠡᠳ  ᠤᠨ ᠨᠠᠭᠠᠳᠤ ᠵᠠᠬ᠎ᠠ ᠵᠢᠨ ᠬᠡᠷᠡᠭᠴᠡᠭᠡ ᠪᠣᠯᠬᠤ ᠬᠣᠭᠤᠯᠠ ᠬᠦᠨᠡᠰᠦ ᠂ ᠬᠤᠪᠴᠠᠰᠤ ᠬᠤᠨᠠᠷ ᠂ ᠣᠷᠤᠨ ᠪᠠᠢᠷᠢ ᠪᠡᠷ ᠳᠤᠲᠠᠭᠠᠬᠤ ᠂ ᠬᠡᠤᠬᠡᠳ ᠲᠦ ᠰᠣᠭᠲᠤᠭᠤᠷᠠᠭᠤᠯᠬᠤ ᠤᠮᠳᠠᠭ᠎ᠠ ᠂ ᠬᠣᠣᠷ ᠂ ᠮᠠᠩᠰᠢᠭᠤᠷᠠᠭᠤᠯᠬᠤ ᠪᠣᠳᠠᠰ ᠂ ᠮᠠᠭᠤᠳᠠᠭᠰᠠᠨ ᠬᠣᠭᠤᠯᠠ ᠂ ᠵᠣᠬᠢᠰ ᠦᠭᠡᠢ ᠵᠦᠢᠯ ᠰᠠᠨᠠᠭ᠎ᠠ ᠲᠠᠢ ᠪᠡᠷ ᠂ ᠬᠦᠴᠦ ᠪᠡᠷ ᠢᠳᠡᠭᠦᠯᠬᠦ ᠃

    ⑵ ᠡᠷᠡᠭᠦᠯ ᠮᠡᠨᠳᠦ ᠶᠢᠨ ᠬᠤᠪᠢ ᠳᠦ ᠦᠯᠦ ᠬᠠᠢᠬᠤᠷᠬᠤ ᠄ ᠬᠡᠤᠬᠡᠳ  ᠢ ᠵᠠᠢᠯᠠᠰᠢ ᠦᠭᠡᠢ ᠬᠠᠮᠤᠷᠤᠭᠳᠠᠬᠤ ᠡᠮᠨᠡᠯᠭᠡ ᠶᠢᠨ ᠦᠢᠯᠡᠴᠢᠯᠡᠭᠡᠨ ᠳᠦ ᠬᠠᠮᠤᠷᠠᠭᠤᠯᠬᠤ ᠦᠭᠡᠢ ᠂ ᠡᠪᠡᠳᠴᠢᠨ ᠡᠴᠡ ᠤᠷᠢᠳᠴᠢᠯᠠᠨ ᠰᠡᠷᠭᠡᠢᠯᠡᠬᠦ ᠠᠷᠭ᠎ᠠ ᠬᠡᠮᠵᠢᠶ᠎ᠡ ᠠᠪᠬᠤ ᠦᠭᠡᠢ ᠂ ᠨᠠᠰᠤ ᠰᠡᠳᠭᠢᠬᠦᠢ ᠶᠢᠨ ᠬᠥᠭᠵᠢᠯ ᠤᠨ ᠬᠣᠴᠤᠷᠤᠭᠳᠠᠯ ᠳᠦ ᠰᠠᠨᠠᠭ᠎ᠠ ᠲᠠᠯᠪᠢᠬᠤ ᠦᠬᠡᠢ ᠪᠠᠢᠬᠤ ᠂ ᠪᠡᠶ᠎ᠡ ᠶᠢᠨ ᠵᠣᠪᠠᠭᠤᠷᠢ ᠰᠢᠨᠠᠯᠭᠠ ᠵᠢ ᠲᠣᠭᠤᠬᠤ ᠦᠭᠡᠢ ᠂ ᠡᠮᠴᠢᠯᠡᠭᠦᠯᠬᠦ ᠦᠭᠡᠢ ᠂ ᠤᠷᠢᠳᠴᠢᠯᠠᠨ ᠰᠡᠷᠭᠡᠢᠯᠡᠬᠦ ᠦᠭᠡᠢ ᠪᠠᠢᠬᠤ ᠃

    ⑶ ᠰᠡᠳᠭᠢᠯ ᠰᠠᠨᠠᠭᠠᠨ ᠤ ᠬᠤᠪᠢ ᠳᠦ ᠦᠯᠦ ᠬᠠᠢᠬᠤᠷᠬᠤ ᠄ ᠬᠡᠤᠬᠡᠳ  ᠲᠠᠢ ᠬᠤᠯᠠ ᠬᠥᠨᠳᠡᠢ ᠬᠠᠷᠢᠯᠴᠠᠬᠤ ᠂ ᠡᠰᠡᠬᠦᠯ᠎ᠡ ᠬᠠᠷᠢᠯᠴᠠᠬᠤ ᠦᠭᠡᠢ ᠪᠠᠢᠬᠤ ᠂ ᠬᠠᠢᠷ᠎ᠠ ᠬᠠᠯᠠᠮᠵᠢ ᠪᠡᠷ ᠳᠤᠲᠠᠭᠠᠬᠤ ᠂ ᠬᠥᠮᠦᠨ ᠭᠡᠵᠦ ᠲᠣᠭᠤᠬᠤ ᠦᠭᠡᠢ ᠪᠠᠢᠬᠤ ᠂ ᠬᠦᠰᠡᠯ ᠰᠣᠨᠢᠷᠬᠠᠯ ᠢ ᠨᠢ ᠨᠢᠴᠤᠭᠠᠬᠤ ᠃

    ⑷ ᠪᠣᠯᠪᠠᠰᠤᠷᠠᠯ ᠤᠨ ᠬᠤᠪᠢ ᠳᠦ ᠦᠯᠦ ᠬᠠᠢᠬᠤᠷᠬᠤ ᠄ ᠬᠡᠤᠬᠡᠳ  ᠤᠨ ᠰᠤᠷᠴᠤ ᠬᠥᠭᠵᠢᠬᠦ ᠪᠣᠯᠤᠮᠵᠢ ᠵᠢ ᠬᠠᠭᠠᠬᠤ ᠂ ᠬᠢᠵᠠᠭᠠᠷᠯᠠᠬᠤ ᠂ ᠬᠢᠴᠢᠶᠡᠯ ᠤᠨ ᠬᠡᠷᠡᠭᠰᠡᠯ ᠢᠶᠡᠷ ᠬᠠᠩᠭᠠᠬᠤ ᠦᠭᠡᠢ ᠪᠠᠢᠬᠤ ᠂ ᠬᠢᠴᠢᠶᠡᠯ ᠲᠠᠰᠤᠯᠠᠭᠤᠯᠬᠤ ᠂ ᠰᠤᠷᠭᠠᠭᠤᠯᠢ ᠵᠠᠪᠰᠠᠷᠳᠠᠭᠤᠯᠬᠤ ᠂ ᠬᠥᠳᠡᠯᠮᠦᠷᠢ ᠡᠷᠬᠢᠯᠡᠬᠦᠯᠬᠦ ᠃

    ⑸ ᠬᠡᠤᠬᠡᠳ  ᠢ ᠡᠷᠡᠰᠳᠡᠯ ᠳᠦ ᠣᠷᠤᠭᠤᠯᠬᠤ ᠨᠥᠬᠦᠴᠡᠯ ᠪᠦᠷᠢᠳᠦᠭᠦᠯᠬᠦ ᠄ ᠪᠠᠭ᠎ᠠ ᠨᠠᠰᠤᠨ  ᠤ ᠬᠡᠤᠬᠡᠳ  ᠢ ᠬᠠᠷᠠᠭ᠎ᠠ ᠬᠢᠨᠠᠯᠲᠠ ᠦᠭᠡᠢ ᠣᠷᠬᠢᠬᠤ ᠂ ᠠᠶᠤᠯᠲᠠᠢ ᠨᠥᠬᠦᠴᠡᠯ ᠪᠠᠢᠳᠠᠯ ᠢ ᠮᠡᠳᠡᠭᠰᠡᠭᠡᠷ ᠪᠠᠢᠵᠤ ᠂ ᠬᠡᠤᠬᠡᠳ  ᠢ ᠬᠠᠮᠠᠭᠠᠯᠠᠬᠤ ᠡᠴᠡ ᠵᠠᠢᠯᠠᠰᠭᠢᠬᠦ ᠵᠡᠷᠭᠡ ᠤᠯᠠᠨ ᠲᠠᠯ᠎ᠠ ᠪᠠᠭᠳᠠᠭᠳᠠᠳᠠᠭ ᠃

    ᠬᠡᠦᠬᠡᠳ ᠲᠦ ᠥᠪᠡᠷ ᠦᠨ ᠬᠢᠨᠢ ᠡᠷᠬᠡ ᠭᠡᠵᠦ ᠪᠠᠢᠳᠠᠭ ᠃ ᠳᠡᠯᠡᠬᠡᠢ ᠨᠡᠢᠲᠡ ᠪᠡᠷ ᠢᠶᠡᠨ ᠮᠡᠳᠡᠷᠡᠵᠦ ᠪᠠᠢᠭ᠎ᠠ 《 ᠬᠡᠦᠬᠡᠳ ᠤᠨ ᠡᠷᠬᠡ ᠵᠢᠨ ᠺᠤᠮᠪᠸᠨᠴᠢ 》ᠳᠤ ᠡᠨᠡ ᠲᠤᠬᠠᠢ ᠮᠠᠰᠢ ᠨᠠᠷᠢᠨ ᠲᠤᠭᠲᠠᠭᠰᠠᠨ ᠪᠠᠢᠳᠠᠭ ᠃ ᠡᠨᠳᠡ ᠵᠥᠪᠬᠡᠨ ᠨᠢᠭᠡ ᠯᠠ ᠵᠤᠷᠪᠤᠰ ᠢ ᠲᠠᠢᠯᠪᠤᠷᠢ ᠲᠠᠢ ᠨᠢ ᠬᠠᠮᠲᠤ ᠪᠠᠭᠤᠯᠭᠠᠯ᠎ᠠ ᠃ ᠬᠥᠮᠦᠨ ᠲᠥᠷᠦᠯᠬᠢᠲᠡᠨ ᠤ ᠣᠷᠤᠰᠢᠯ ᠬᠥᠭᠵᠢᠯ ᠨᠢ ᠬᠣᠢᠴᠢ ᠦᠶ᠎ᠡ ᠪᠡᠨ ᠬᠥᠮᠦᠵᠢᠭᠦᠯᠬᠦ ᠳᠡᠭᠡᠷ᠎ᠡ ᠰᠠᠭᠤᠷᠢᠯᠠᠵᠤ ᠪᠠᠢᠳᠠᠭ ᠃ ᠬᠡᠦᠬᠡᠳ ᠤᠨ ᠬᠥᠮᠦᠵᠢᠯ ᠂ ᠮᠥᠨ ᠴᠦ ᠬᠡᠦᠬᠡᠳ  ᠤᠨ ᠡᠷᠬᠡ ᠵᠢᠨ ᠬᠦᠨᠳᠦᠳᠭᠡᠯ ᠨᠢ ᠨᠢᠭᠡ ᠤᠯᠤᠰ ᠦᠨᠳᠦᠰᠦᠲᠡᠨ ᠤ ᠳᠠᠪᠰᠢᠯᠲᠠ ᠬᠥᠭᠵᠢᠯᠲᠡ ᠵᠢᠨ ᠬᠢᠨᠢ ᠦᠨᠳᠦᠰᠦ ᠰᠠᠭᠤᠷᠢ ᠪᠣᠯᠳᠠᠭ ᠪᠥᠭᠡᠳ ᠪᠠᠰᠠ ᠴᠦ ᠡᠨᠡ ᠤᠯᠤᠰ ᠦᠨᠳᠦᠰᠦᠲᠡᠨ ᠤ ᠬᠥᠭᠵᠢᠭᠰᠡᠨ ᠡᠰᠡᠬᠦ ᠶᠢ ᠰᠢᠯᠭᠠᠨ ᠦᠵᠡᠬᠦ ᠪᠠᠷᠢᠮᠵᠢᠶ᠎ᠠ ᠵᠢᠨ ᠨᠢᠭᠡ ᠨᠢ ᠪᠣᠯᠵᠤ ᠪᠠᠢᠳᠠᠭ ᠃ ᠬᠡᠦᠬᠡᠳ ᠤᠨ ᠡᠷᠬᠡ ᠵᠢᠨ ᠲᠠᠯ᠎ᠠ ᠳᠤ ᠪᠡᠶ᠎ᠡ ᠮᠠᠬᠠᠪᠤᠳ ᠡᠴᠡ ᠭᠠᠳᠠᠨ᠎ᠠ ᠪᠠᠰᠠ ᠰᠡᠳᠭᠢᠯ ᠰᠠᠨᠠᠭᠠᠨ ᠤ ᠭᠡᠵᠦ ᠪᠠᠢᠳᠠᠭ ᠢ ᠬᠥᠩᠭᠡᠪᠴᠢᠯᠡᠵᠦ ᠦᠯᠦ ᠪᠣᠯᠤᠨ᠎ᠠ ᠃ ᠬᠡᠦᠬᠡᠳ ᠰᠡᠳᠭᠢᠯ ᠰᠠᠨᠠᠭᠠᠨ ᠤ ᠲᠠᠷᠤᠮᠲᠠ ᠳᠤ ᠣᠷᠤᠭᠰᠠᠨ ᠦᠶ᠎ᠡ ᠳᠤ ᠰᠡᠳᠭᠢᠯ ᠰᠠᠨᠠᠭᠠᠨ ᠳᠤ ᠨᠢ ᠰᠠᠭᠤᠭᠰᠠᠨ ᠰᠢᠷᠬᠠᠭᠯᠠᠯ ᠨᠢ ᠲᠡᠭᠦᠨ  ᠤ ᠵᠠᠩ ᠠᠷᠠᠨᠰᠢᠨ ᠤ ᠪᠦᠷᠢᠯᠳᠦᠯ ᠬᠢᠭᠡᠳ ᠨᠡᠢᠭᠡᠮ ᠳᠤ ᠬᠠᠨᠳᠤᠬᠤ ᠣᠪᠤᠷ ᠤᠨ ᠪᠦᠷᠢᠯᠳᠦᠯ ᠢ ᠰᠢᠭᠤᠳ ᠨᠥᠯᠦᠭᠡᠯᠡᠳᠡᠭ ᠶᠤᠮ ᠃ ᠪᠢᠳᠡᠨ ᠤ ᠡᠳᠦᠷᠵᠢᠨ ᠵᠣᠪᠠᠨᠢᠳᠠᠭ 《ᠣᠳᠤ ᠵᠢᠨ ᠬᠡᠦᠬᠡᠳ ᠤᠳ 》  ᠤᠨ ᠬᠡᠰᠡᠭ ᠲᠠᠯ᠎ᠠ ᠳᠤ ᠭᠠᠷᠭᠠᠵᠤ ᠪᠠᠢᠭ᠎ᠠ ᠢᠳᠡᠪᠬᠢ ᠪᠤᠰᠤ ᠣᠪᠤᠷ ᠨᠢ ᠲᠡᠳᠡ ᠨᠠᠷ ᠤᠨ ᠪᠠᠭ᠎ᠠ ᠡᠴᠡ ᠪᠡᠨ ᠡᠵᠢ ᠠᠪᠤ ᠡᠴᠡ ᠪᠡᠨ ᠰᠠᠯᠵᠤ ᠰᠡᠳᠭᠢᠯ ᠰᠠᠨᠠᠭ᠎ᠠ ᠲᠠᠢᠪᠤᠩ ᠪᠤᠰᠤ ᠪᠠᠭ᠎ᠠ ᠨᠠᠰᠤ ᠶᠢ ᠥᠩᠭᠡᠷᠡᠭᠦᠯᠦᠭᠰᠡᠨ ᠲᠠᠢ ᠬᠣᠯᠪᠤᠭ᠎ᠠ ᠲᠠᠢ ᠭᠡᠬᠦ ᠳᠤ ᠪᠤᠷᠤᠭᠤ ᠦᠭᠡᠢ ᠃ ᠬᠡᠦᠬᠡᠳ ᠭᠡᠵᠦ ᠡᠵᠢ ᠠᠪᠤ ᠵᠢᠨ  ᠢᠶᠡᠨ ᠳᠡᠷᠭᠡᠳᠡ ᠪᠠᠢᠵᠤ ᠰᠠᠶᠢ ᠰᠡᠳᠭᠢᠯ ᠰᠠᠨᠠᠭᠠᠨ ᠤ ᠠᠮᠤᠷ ᠵᠢᠷᠭᠠᠯᠠᠩ ᠢ ᠡᠳ᠋ᠯᠡᠵᠦ ᠴᠢᠳᠠᠳᠠᠭ ᠭᠡᠵᠦ ᠰᠡᠳᠭᠢᠯ ᠵᠦᠢᠴᠢ ᠨᠠᠷ ᠦᠵᠡᠳᠡᠭ ᠃ ᠴᠡᠴᠡᠷᠯᠢᠭ ᠦᠨ ᠨᠠᠰᠤ ᠪᠣᠯᠤᠭᠰᠠᠭᠠᠷ ᠡᠵᠢ ᠠᠪᠤ ᠡᠴᠡ ᠨᠢ ᠰᠠᠯᠭᠠᠭᠠᠳ ᠠᠪᠤᠭᠠᠳ ᠶᠠᠪᠤᠳᠠᠭ ᠪᠢᠳᠡᠨ ᠤ ᠰᠤᠷᠭᠠᠨ ᠬᠥᠮᠦᠵᠢᠯ ᠬᠡᠦᠬᠡᠳ ᠤᠨ ᠠᠮᠤᠷ ᠠᠮᠤᠭᠤᠯᠠᠩ ᠰᠡᠳᠭᠢᠯ  ᠢ ᠬᠠᠳᠠᠭᠠᠯᠠᠵᠤ ᠥᠭᠴᠦ ᠴᠢᠳᠠᠵᠤ ᠪᠠᠢᠭ᠎ᠠ ᠪᠣᠯ ᠦᠦ ᠂ ᠡᠨᠡ ᠨᠡᠭᠡᠷᠡᠨ ᠪᠢᠳᠡᠨ ᠤ ᠰᠤᠳᠤᠯᠵᠤ ᠦᠵᠡᠭᠦᠰᠢᠲᠡᠢ ᠠᠰᠠᠭᠤᠳᠠᠯ ᠭᠡᠵᠦ ᠪᠣᠳᠤᠨ᠎ᠠ ᠃ ᠳᠡᠯᠡᠬᠡᠢ ᠨᠡᠢᠲᠡ ᠳᠤ ᠮᠡᠳᠡᠷᠡᠭᠳᠡᠨ ᠵᠥᠪᠰᠢᠶᠡᠷᠡᠭᠳᠡᠵᠦ ᠪᠠᠢᠭ᠎ᠠ ᠬᠠᠤᠯᠢ ᠳᠦᠷᠢᠮ ᠢ ᠯᠠᠪᠲᠠᠢ ᠰᠢᠨᠵᠢᠯᠡᠬᠦ ᠤᠬᠠᠭᠠᠴᠢ ᠦᠨᠳᠦᠰᠦᠯᠡᠯ ᠲᠠᠢ ᠲᠣᠭᠲᠠᠭᠠᠭᠰᠠᠨ ᠶᠤᠮ ᠃ ᠪᠢᠳᠡᠨ ᠡᠭᠦᠨ ᠤ ᠳᠠᠭᠠᠤ ᠬᠡᠦᠬᠡᠳ ᠢᠶᠠᠨ ᠬᠥᠮᠦᠵᠢᠭᠦᠯᠬᠦ ᠂ ᠥᠭᠡᠷ᠎ᠡ ᠪᠠᠷ ᠬᠡᠯᠡᠪᠡᠯ ᠬᠡᠦᠬᠡᠳ ᠤᠨ ᠢᠶᠠᠨ ᠪᠡᠶ᠎ᠡ ᠰᠡᠳᠭᠢᠯ ᠦᠨ ᠪᠦᠷᠢᠨ ᠴᠢᠯᠦᠭᠡᠲᠦ ᠡᠷᠬᠡ ᠶᠢ ᠪᠠᠳᠦᠯᠠᠵᠤ ᠥᠭᠬᠦ ᠪᠠᠷ ᠴᠢᠷᠮᠠᠢᠬᠤ ᠨᠢ ᠨᠡᠩ ᠰᠢᠯᠢᠳᠡᠭ ᠮᠣᠩᠭᠤᠯ ᠬᠥᠮᠦᠨ ᠢ ᠳᠦᠯᠦᠪᠰᠢᠬᠦᠯᠬᠦ ᠳᠤ ᠶᠠᠪᠤᠬᠤ ᠯᠠ ᠬᠡᠷᠡᠭᠲᠡᠢ ᠵᠠᠮ ᠭᠡᠵᠦ ᠪᠣᠳᠤᠨ᠎ᠠ ᠃

    ᠪᠢᠳᠡᠨ ᠡᠳᠦᠷᠵᠢᠨ ᠣᠳᠤ ᠵᠢᠨ ᠵᠠᠯᠠᠭᠤᠰ ᠶᠠᠮᠠᠷ ᠪᠣᠯᠤᠭᠰᠠᠨ ᠭᠡᠵᠦ ᠬᠠᠰᠬᠢᠷᠦᠯᠳᠤᠬᠤ ᠵᠢᠨ ᠣᠷᠤᠨ ᠳᠤ ᠂ ᠡᠷᠭᠢᠵᠦ ᠬᠠᠷᠠᠵᠤ ᠥᠪᠡᠷᠰᠡᠳ ᠦᠨ ᠶᠠᠪᠤᠭᠤᠯᠵᠤ ᠪᠠᠢᠭ᠎ᠠ ᠰᠤᠷᠭᠠᠨ ᠬᠥᠮᠦᠵᠢᠯ ᠳᠤ ᠪᠡᠨ ᠲᠤᠩᠭᠠᠯᠲᠠ ᠬᠢᠵᠦ ᠦᠵᠡᠪᠡᠯ ᠵᠦᠭᠡᠷ ᠶᠤᠮ ᠃ ᠨᠡᠢᠭᠡᠮ ᠳᠤ ᠢᠳᠡᠪᠬᠢ ᠪᠤᠰᠤ ᠣᠪᠤᠷ ᠢᠶᠠᠷ ᠬᠠᠨᠳᠤᠬᠤ ᠂ ᠠᠭᠤᠷ ᠬᠢᠯᠢᠩᠨᠡᠯ ᠶᠡᠬᠡᠲᠡᠢ ᠂ ᠪᠠᠭᠲᠠᠭᠠᠮᠵᠢ ᠮᠠᠭᠤᠲᠠᠢ ᠂ ᠠᠯᠢᠪᠠ ᠵᠦᠢᠯ ᠳᠤ ᠬᠣᠢᠷᠭᠤᠰᠢᠬᠤ ᠵᠡᠷᠭᠡ ᠵᠠᠩ ᠠᠷᠠᠨᠰᠢᠨ ᠲᠠᠢ ᠬᠡᠦᠬᠡᠳ ᠵᠠᠯᠠᠭᠤᠰ ᠬᠠᠷᠠᠭᠳᠠᠬᠤ ᠪᠣᠯᠵᠤ ᠪᠠᠢᠭ᠎ᠠ ᠨᠢ ᠲᠡᠳᠡ ᠨᠠᠷ ᠤᠨ ᠳᠤᠲᠠᠭᠳᠠᠯ ᠡᠴᠡ ᠪᠢᠰᠢ ᠬᠠᠷᠢᠨ ᠪᠢᠳᠡ ᠨᠠᠷ ᠤᠨ ᠰᠤᠷᠭᠠᠨ ᠬᠥᠮᠦᠵᠢᠯ ᠦᠨ ᠠᠯᠳᠠᠭᠳᠠᠯ ᠳᠤᠲᠠᠭᠳᠠᠯ ᠡᠴᠡ ᠪᠣᠯᠵᠤ ᠪᠠᠢᠭ᠎ᠠ ᠭᠡᠳᠡᠭ ᠢ ᠲᠠᠨᠢᠬᠤ ᠬᠡᠷᠡᠭᠲᠡᠢ ᠭᠡᠵᠦ ᠪᠣᠳᠤᠨ᠎ᠠ ᠃ ᠰᠤᠷᠭᠠᠨ ᠬᠥᠮᠦᠵᠢᠯ ᠨᠢ ᠪᠠᠭᠰᠢ ᠳᠤ ᠯᠠ ᠬᠣᠯᠪᠤᠭᠳᠠᠳᠠᠭ ᠵᠦᠢᠯ ᠪᠢᠰᠢ ᠂ ᠲᠡᠷᠡ ᠨᠢ ᠤᠯᠤᠰ ᠭᠡᠷ ᠦᠨ ᠰᠤᠷᠭᠠᠨ ᠬᠥᠮᠦᠵᠢᠯ ᠦᠨ ᠪᠦᠲᠦᠭᠡᠨ ᠪᠠᠢᠭᠤᠯᠤᠯᠲᠠ ᠵᠢᠨ ᠬᠢᠷᠢ ᠲᠦᠪᠰᠢᠨ ᠂ ᠨᠡᠢᠭᠡᠮ ᠦᠨ ᠣᠷᠴᠢᠨ ᠲᠣᠭᠤᠷᠢᠨ ᠵᠡᠷᠭᠡ ᠲᠠᠢ ᠴᠦ ᠰᠢᠭᠤᠳ ᠬᠣᠯᠪᠤᠭᠳᠠᠳᠠᠭ ᠶᠤᠮ ᠃ ᠪᠠᠭᠰᠢ ᠵᠢᠨ ᠵᠢᠭᠠᠨ ᠰᠤᠷᠭᠠᠯᠲᠠ ᠨᠠᠭᠠᠨ᠎ᠠ ᠨᠢ ᠢᠯᠡ ᠪᠠᠢᠬᠤ ᠳᠤ ᠪᠤᠰᠤᠳ ᠲᠠᠯ᠎ᠠ ᠨᠤᠭᠤᠳ ᠨᠢ ᠬᠠᠷᠢᠨ ᠳᠠᠯᠳᠠ ᠪᠠᠷ ᠨᠥᠯᠦᠭᠡ ᠦᠵᠡᠭᠦᠯᠵᠦ ᠪᠠᠢᠳᠠᠭ ᠃ ᠡᠢᠮᠦ ᠡᠴᠡ ᠬᠥᠮᠦᠰ ᠶᠡᠷᠦ ᠨᠢ ᠡᠨᠡ ᠲᠠᠯ᠎ᠠ ᠵᠢᠨ ᠪᠠᠢᠳᠠᠯ ᠢ ᠤᠮᠳᠠᠭᠠᠢᠯᠠᠵᠤ ᠵᠥᠪᠬᠡᠨ ᠬᠢᠴᠢᠶᠡᠯ ᠦᠨ ᠲᠠᠢᠰᠠ ᠵᠢᠨ ᠵᠢᠭᠠᠨ ᠰᠤᠷᠭᠠᠯᠲᠠ ᠶᠢ ᠯᠠ ᠬᠠᠷᠠᠵᠤ ᠳ᠋ᠦᠩ ᠲᠠᠯᠪᠢᠵᠤ ᠪᠠᠢᠳᠠᠭ ᠶᠤᠮ ᠃ ᠨᠢᠭᠡ ᠬᠥᠮᠦᠨ ᠤ ᠵᠦᠪ ᠳᠦᠯᠦᠪᠰᠢᠯ ᠳᠤ ᠲᠡᠭᠦᠨ ᠤ ᠪᠡᠶ᠎ᠡ ᠮᠠᠬᠠᠪᠤᠳ ᠂ ᠣᠶᠤᠨ ᠤᠬᠠᠭᠠᠨ ᠂ ᠰᠡᠳᠭᠢᠯ ᠰᠠᠨᠠᠭ᠎ᠠ ᠵᠡᠷᠭᠡ ᠵᠢᠨ ᠵᠢᠭᠳᠡ ᠬᠥᠭᠵᠢᠬᠦ ᠶᠢ ᠬᠦᠨᠳᠦᠳᠭᠡᠳᠡᠭ ᠃ ᠡᠳᠡᠭᠡᠷ ᠢ ᠬᠥᠭᠵᠢᠭᠦᠯᠬᠦ ᠳᠤ ᠵᠠᠰᠠᠭ ᠂ ᠭᠡᠷ ᠪᠦᠯᠢ ᠂ ᠰᠤᠷᠭᠠᠭᠤᠯᠢ ᠨᠡᠢᠭᠡᠮ ᠭᠡᠵᠦ ᠬᠠᠮᠵᠢᠯᠴᠠᠬᠤ ᠬᠡᠷᠡᠭᠲᠡᠢ ᠪᠠᠢᠳᠠᠭ ᠃ ᠬᠡᠦᠬᠡᠳ ᠤᠨ ᠰᠡᠳᠭᠢᠯ ᠰᠠᠨᠠᠭ᠎ᠠ ᠶᠢ ᠳᠦᠭᠦᠷᠡᠩ ᠥᠶᠦᠭ ᠠᠮᠤᠷ ᠲᠠᠢᠪᠤᠩ ᠪᠠᠢᠯᠭᠠᠭᠰᠠᠨ ᠤ ᠰᠠᠭᠤᠷᠢᠨ ᠳᠡᠭᠡᠷ᠎ᠡ ᠰᠠᠶᠢ ᠪᠤᠰᠤᠳ ᠵᠦᠢᠯ ᠦᠨ ᠰᠤᠷᠭᠠᠯᠲᠠ ᠨᠤᠭᠤᠳ ᠢᠳᠡᠪᠬᠢᠲᠡᠢ ᠶᠠᠪᠤᠭᠳᠠᠵᠤ ᠴᠢᠳᠠᠳᠠᠭ ᠃ ᠬᠡᠦᠬᠡᠳ ᠢ ᠨᠢᠯᠬ᠎ᠠ ᠪᠠᠭ᠎ᠠ ᠡᠴᠡ ᠨᠢ ᠡᠵᠢ ᠠᠪᠤ ᠡᠴᠡ ᠨᠢ ᠰᠠᠯᠭᠠᠵᠤ ᠰᠤᠷᠭᠠᠭᠤᠯᠢ ᠵᠢᠨ ᠰᠤᠷᠭᠠᠨ ᠬᠥᠮᠦᠵᠢᠯ ᠬᠦᠷᠳᠡᠭᠡᠳᠡᠭ ᠣᠳᠣᠬᠠᠨ ᠤ ᠡᠨᠡ ᠬᠦ ᠰᠤᠷᠭᠠᠯᠲᠠ ᠵᠢᠨ ᠠᠷᠭ᠎ᠠ ᠶᠢ ᠪᠢᠳᠡᠨ ᠲᠠᠬᠢᠨ ᠠᠩᠬᠠᠷᠤᠯ ᠳᠤ ᠪᠡᠨ ᠠᠪᠴᠤ ᠬᠢᠨᠠᠵᠤ ᠦᠵᠡᠬᠦ ᠬᠡᠷᠡᠭᠲᠡᠢ ᠪᠣᠯᠤᠭᠰᠠᠨ ᠪᠣᠯᠪᠠ ᠦᠦ ᠭᠡᠵᠦ 《ᠬᠡᠦᠬᠡᠳ ᠤᠨ ᠡᠷᠬᠡ ᠵᠢᠨ ᠺᠤᠮᠪᠧᠠᠴᠢ 》ᠶᠢ ᠤᠩᠰᠢᠭᠠᠳ ᠪᠣᠳᠤᠭᠰᠠᠨ ᠵᠦᠢᠯ ᠢᠶᠡᠨ ᠡᠨᠳᠡ ᠪᠢᠴᠢᠯ᠎ᠡ ᠃

        ᠸᠢᠺᠢᠫᠧᠳᠢᠶ᠎ᠠ ᠡᠴᠡ ᠡᠰᠢᠯᠡᠵᠦ ᠪᠢᠴᠢᠪᠡ ᠃
        ᠲᠤᠩᠭᠠᠯᠠᠭ ᠲᠤᠤᠯᠠ ᠪᠢᠴᠢᠨ ᠨᠡᠢᠲᠡᠯᠡᠪᠡ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ ᠮᠤᠩᠭ᠋ᠤᠯ  ᠤᠨ ᠳᠡᠯᠡᠬᠡᠢ ᠮᠡᠳᠡᠭᠡ ᠵᠠᠩᠬᠢ ᠮᠡᠷᠭᠡᠵᠢᠯ  ᠤᠨ ᠬᠢᠵᠠᠭᠠᠷᠲᠦ ᠺᠤᠮᠫᠠᠨᠢ  ᠡᠴᠡ ᠮᠡᠷᠭᠡᠵᠢᠯ ᠬᠠᠩᠭ᠋ᠠᠪᠠ
蒙ICP备12003062号